ᠰᠤᠨᠢᠨ ᠮᠡᠳᠡᠭᠡ   -   ᠰᠤᠷᠪᠤᠯᠵᠢᠯᠠᠭ᠎ᠠ
ᠳᠤᠯᠠᠭ᠋ᠠᠨ ᠬᠣᠲᠠ ᠵᠢᠨ ᠨᠢᠭᠡ ᠮᠥᠴᠡ (ᠨᠢᠬᠡ)
ᠨᠡᠶ᠋ᠢᠲᠡᠯᠡᠭᠰᠡᠨ ᠴᠠᠭ᠄ 2024-11-13


      ᠨᠠᠮ ᠵᠢᠮ᠂ ᠡᠶ᠎ᠡ ᠨᠠᠢ᠌ᠷᠠᠮᠳᠠᠭᠤ ᠱᠦᠢ ᠠᠨ ᠰᠢᠨ᠎ᠡ ᠬᠤᠳᠠ ᠵᠢᠨ ᠵᠡᠭᠡᠯᠢ ᠭᠤᠳᠤᠮᠵᠢ᠎ᠪᠠᠷ ᠠᠯᠬᠤᠯᠠᠬᠤᠶ᠎ᠠ᠂ ᠵᠠᠮ ᠰᠠᠷᠠᠭᠤᠯ ᠳᠠᠷᠳᠠᠩ᠂ ᠥᠨᠳᠥᠷ ᠠᠰᠠᠷ ᠰᠡᠬᠦᠢ᠌ᠨ ᠰᠦᠨᠳᠡᠷᠯᠡᠵᠦ᠂ ᠨᠡᠷᠡᠨ᠎ᠤ ᠬᠡᠷᠡᠯ᠎ᠳᠤ ᠬᠢᠯᠠᠯᠵᠠᠨ᠎ᠠ᠃ ᠬᠡᠷ᠎ᠠᠴᠠ᠎ᠪᠠᠨ ᠭᠠᠷᠤᠭ᠋ᠠᠳ 5 ᠮᠢᠨᠦ᠋ᠲ ᠶᠠᠪᠤᠪᠠᠯ ᠴᠢᠯᠦᠬᠡᠳᠦ ᠳᠡᠯᠭᠡᠭᠦᠷ᠎ᠲᠠᠢ᠂ ᠡᠮ᠎ᠤᠨ ᠳᠡᠯᠭᠡᠭᠦᠷ᠎ᠲᠠᠢ᠂ ᠬᠤᠳᠠᠯᠳᠤᠭ᠋ᠠᠨ᠎ᠤ ᠲᠠᠯᠠᠪᠤᠷ᠎ᠲᠠᠢ᠂ ᠡᠢ᠌ᠮᠦᠷᠬᠦ ᠠᠮᠢᠳᠤᠷᠠᠯ᠎ᠤᠨ ᠲᠣᠭᠣᠷᠢᠭ᠎ᠨᠢ ᠰᠠᠭᠤᠭ᠋ᠠᠯᠢ ᠠᠷᠠᠳ᠎ᠤᠨ ᠡᠳᠦᠷ ᠲᠤᠲᠤᠮ᠎ᠤᠨ ᠠᠮᠢᠳᠤᠷᠠᠯ᠂ ᠰᠡᠯᠡᠭᠦᠴᠡᠯ ᠵᠤᠭ᠎ᠠ ᠴᠡᠩᠭᠡᠯ᠎ᠢ ᠬᠦᠢ᠍ᠴᠡᠳ ᠬᠦᠷᠳᠡᠬᠡᠵᠦ ᠲᠠᠢ᠌ᠯᠦᠨ᠎ᠡ᠃
      ᠡᠵᠡᠨ ᠬᠣᠷᠣᠭ᠎ᠠ ᠬᠣᠰᠢᠭᠤᠨ᠎ᠤ ᠱᠦᠶ ᠠᠨ ᠰᠢᠨ᠎ᠡ ᠬᠣᠲᠠ ᠵᠢᠨ ᠰᠠᠭᠤᠭ᠋ᠠᠯᠢ ᠠᠷᠠᠳ᠄
      ᠪᠢᠳᠡ ᠭᠠᠯᠲᠤ ᠲᠡᠷᠭᠡᠨ ᠥᠷᠲᠡᠭᠡ ᠪᠣᠯᠤᠨ ᠲᠦᠷᠭᠡᠨ᠎ᠤ ᠵᠠᠮ᠎ᠤᠨ ᠣᠷᠣᠵᠤ ᠭᠠᠷᠬᠤ ᠡᠭᠦᠳᠡ᠎ᠠᠴᠠ ᠪᠦᠷ ᠨᠡᠯᠢᠶᠡᠳ ᠣᠢ᠌ᠷ᠎ᠠ᠂ ᠨᠢᠰᠬᠡᠯ᠎ᠤᠨ ᠪᠠᠭᠤᠳᠠᠯ᠎ᠳᠤ ᠣᠴᠢᠬᠤ᠎ᠳᠤ ᠴᠤ᠌ ᠨᠡᠯᠢᠶᠡᠳ ᠳᠥᠭᠥᠮ᠂ ᠭᠤᠤᠯᠳᠠᠯᠭ᠋ᠠᠳᠤ ᠡᠮᠨᠡᠯᠭᠡ ᠵᠢᠨ ᠬᠣᠷᠢᠶ᠎ᠠ ᠪᠣᠯᠤᠨ ᠡᠵᠡᠨ ᠬᠣᠷᠣᠭ᠎ᠠ ᠬᠣᠰᠢᠭᠤᠨ᠎ᠤ ᠡᠮᠨᠡᠯᠭᠡ ᠵᠢᠨ ᠬᠣᠷᠢᠶᠠᠨ᠎ᠳᠤ ᠣᠴᠢᠬᠤ᠎ᠳᠤ ᠴᠤ᠌ ᠤᠢ᠌ᠷ᠎ᠠ ᠬᠡᠪᠡ᠃

      ᠸᠧᠶ ᠠᠪᠠᠬᠠᠶ  ᠡᠵᠡᠨ ᠬᠣᠷᠣᠭ᠎ᠠ ᠬᠣᠰᠢᠭᠤᠨ᠎ᠤ ᠱᠦᠶ ᠠᠨ ᠰᠢᠨ᠎ᠡ ᠬᠣᠲᠠ ᠵᠢᠨ ᠰᠠᠭᠤᠭ᠋ᠠᠯᠢ ᠠᠷᠠᠳ
       ᠦᠨᠳᠦᠰᠦᠨ᠎ᠳᠡᠭᠡᠨ ᠪᠦᠷ ᠬᠠᠨᠤᠮᠵᠢᠲᠠᠢ᠂ ᠴᠢᠯᠦᠬᠡᠳᠦ ᠳᠡᠯᠭᠡᠭᠦᠷ᠎ᠠᠴᠠ ᠪᠠᠰᠠ ᠨᠡᠯᠢᠶᠡᠳ ᠤᠢ᠌ᠷ᠎ᠠ᠂ ᠲᠤᠩ ᠳᠥᠭᠥᠮ ᠰᠠᠨᠠᠭᠳᠠᠵᠤ᠂ ᠪᠠᠰᠠ ᠵᠣᠯ ᠵᠢᠷᠭ᠋ᠠᠯᠲᠠᠢ᠂ ᠣᠷᠴᠢᠨ ᠲᠣᠭᠣᠷᠢᠨ ᠪᠠᠰᠠ ᠰᠠᠢ᠌ᠨ᠂ ᠡᠨᠳᠡ ᠰᠠᠭᠤᠭ᠋ᠠᠳ ᠰᠡᠳᠬᠢᠯ ᠰᠠᠨᠠᠭ᠎ᠠ ᠲᠤᠩ ᠲᠠᠭ᠋ᠠᠯᠠᠮᠵᠢᠲᠠᠢ ᠪᠠᠢ᠌ᠨ᠎ᠠ᠃ 《ᠪᠠᠭ᠎ᠠ ᠮᠥᠷᠲᠡᠭᠡᠨ ᠪᠦᠷᠢᠨ》᠂ 《ᠤᠯᠠᠨ ᠮᠥᠷᠲᠡᠭᠡᠨ ᠭᠤᠶᠤ》᠂ ᠡᠨᠡ ᠪᠣᠯ ᠰᠠᠭᠤᠭ᠋ᠠᠯᠢ ᠠᠷᠠᠳ᠎ᠤᠨ 《ᠠᠮᠢᠳᠤᠷᠠᠯ᠎ᠤᠨ ᠬᠦᠷᠢᠢ᠎ᠡ》᠎ᠳᠠᠬᠢ ᠬᠠᠮᠤᠭ᠎ᠤᠨ ᠶᠡᠬᠡ ᠲᠦᠷᠦᠭᠳᠡᠯ ᠪᠣᠯᠤᠨ᠎ᠠ᠃ ᠭᠡᠲᠡᠯ᠎ᠡ ᠠᠷᠪᠠᠨ ᠵᠢᠯ᠎ᠤᠨ ᠡᠮᠦᠨᠡᠬᠢ ᠰᠢᠨ᠎ᠡ ᠬᠣᠲᠠ ᠡᠢ᠌ᠮᠦᠷᠬᠦᠦ ᠬᠦᠭᠵᠢᠬᠦ ᠵᠢ ᠬᠡᠨ ᠪᠣᠳᠣᠵᠤ ᠣᠯᠬᠤ ᠪᠤᠢ ᠬᠡᠪᠡ᠃

ᠢᠷᠡᠯᠲᠡ᠄ ᠡᠵᠡᠨ ᠬᠤᠷᠤᠭ᠎ᠠ ᠬᠤᠰᠢᠭᠤᠨ᠎ᠤ ᠠᠷᠠᠳ᠎ᠤᠨ ᠵᠠᠰᠠᠭ᠎ᠤᠨ ᠤᠷᠳᠤᠨ