ᠰᠤᠨᠢᠨ ᠮᠡᠳᠡᠭᠡ   -   ᠦᠨᠳᠦᠰᠦᠨ ᠱᠠᠲᠥᠨ᠎ᠤ ᠰᠣᠨᠣᠰᠬᠠᠯ
ᠢᠷᠡᠬᠦ᠌ ᠬᠡᠳᠦᠨ ᠡᠳᠦᠷ᠎ᠲᠤ ᠪᠣᠷᠣᠭ᠋ᠠᠨ ᠲᠠᠢ
ᠨᠡᠶ᠋ᠢᠲᠡᠯᠡᠭᠰᠡᠨ ᠴᠠᠭ᠄ 2025-07-23

ᠵᠢᠱ᠌ᠢᠯᠲᠡ᠎ᠪᠠᠷ ᠢᠷᠡᠬᠦ 48 ᠴᠠᠭ᠎ᠤᠨ ᠡᠵᠡᠨ ᠬᠣᠷᠣᠭ᠎ᠠ ᠬᠣᠱᠢᠭᠣᠨ᠎ᠤ ᠶᠡᠬᠡᠩᠬᠢ ᠭᠠᠵᠠᠷ ᠡᠬᠦᠯᠡᠷᠬᠡᠭ᠂ ᠡᠨᠡ ᠰᠥᠨᠢ ᠎ᠠᠴᠠ ᠮᠠᠷᠭᠠᠰᠢ ᠪᠣᠯᠲᠠᠯ᠎ᠠ ᠶᠡᠬᠡᠩᠬᠢ ᠭᠠᠵᠠᠷ᠎ᠲᠤ ᠪᠠᠭ᠎ᠠ᠎ᠠᠴᠠ ᠳᠤᠮᠳᠠ ᠪᠣᠷᠣᠭ᠋ᠠᠨ ᠲᠠᠢ᠂ ᠮᠠᠷᠭᠠᠰᠢ ᠰᠥᠨᠢ ᠎ᠠᠴᠠ ᠨᠥᠭᠥᠭᠡᠳᠦᠷ ᠪᠣᠯᠲᠠᠯ᠎ᠠ ᠪᠦᠬᠦ ᠬᠣᠱᠢᠭᠣᠨ᠎ᠳᠤ ᠮᠥᠨ ᠪᠠᠭ᠎ᠠ ᠪᠣᠷᠣᠭ᠋ᠠᠨ ᠲᠠᠢ᠂ ᠬᠡᠰᠡᠭ ᠭᠠᠵᠠᠷ ᠨᠡᠯᠢᠶᠡᠳ ᠶᠡᠬᠡ᠂ ᠡᠨᠡ ᠬᠤᠭᠤᠴᠠᠭ᠋ᠠᠨ᠎ᠳᠤ  ᠲᠦᠷ ᠵᠠᠭᠤᠷ᠎ᠠ᠎ᠶ᠋ᠢᠨ ᠱᠢᠷᠦᠬᠦᠨ ᠪᠣᠷᠣᠭ᠋ᠠᠨ᠂ ᠠᠶᠤᠩᠭ᠋ᠠᠲᠤ ᠪᠣᠷᠣᠭ᠋ᠠᠨ ᠲᠠᠢ᠂ ᠮᠥᠨᠳᠥᠷ ᠵᠡᠷᠭᠡ ᠴᠢᠩᠭ᠎ᠠ ᠰᠣᠯᠢᠭ ᠤᠷᠣᠰᠭᠠᠯᠳᠤ ᠴᠠᠭ ᠠᠭᠤᠷ ᠪᠣᠢ᠃ ᠪᠣᠳᠠᠲᠠᠶ ᠤᠷᠢᠳᠴᠢᠯᠠᠨ ᠮᠡᠳᠡᠭᠡᠯᠡᠬᠦ᠎ᠨᠢ ᠳᠣᠤᠷᠠᠬᠢ ᠮᠡᠲᠦ᠄

ᠥᠨᠥᠳᠥᠷ ᠣᠷᠣᠢ᠎ᠠᠴᠠ ᠮᠠᠷᠭᠠᠰᠢ ᠪᠣᠯᠲᠠᠯ᠎ᠠ᠄ ᠳᠤᠮᠳᠠ ᠪᠣᠷᠣᠭ᠋ᠠᠨ ᠲᠠᠢ᠂ ᠡᠮᠦᠨ᠎ᠡ ᠵᠦᠭ᠎ᠤᠨ ᠰᠠᠯᠬᠢ 4 - 5 ᠳᠡᠰ᠃

ᠮᠠᠷᠭᠠᠰᠢ ᠰᠥᠨᠢ ᠎ᠠᠴᠠ ᠨᠥᠭᠥᠭᠡᠳᠦᠷ ᠪᠣᠯᠲᠠᠯ᠎ᠠ᠄ ᠪᠠᠭ᠎ᠠ᠎ᠠᠴᠠ ᠲᠤᠮᠳᠠ ᠪᠤᠷᠤᠭᠠᠨ ᠲᠠᠢ᠂ ᠡᠮᠦᠨ᠎ᠡ ᠵᠦᠭ᠎ᠤᠨ ᠰᠠᠯᠬᠢ 3- 4 ᠳᠡᠰ᠎ᠡᠴᠡ ᠵᠡᠭᠦᠨ ᠡᠮᠦᠨᠡᠲᠦ᠎ᠶ᠋ᠢᠨ ᠰᠠᠯᠬᠢ 2 - 3 ᠳᠡᠰ ᠪᠣᠯᠵᠤ ᠬᠤᠪᠢᠷᠠᠨ᠎ᠠ᠃

 

ᠢᠷᠡᠯᠲᠡ᠄ ᠡᠵᠡᠨ ᠬᠤᠷᠤᠭ᠎ᠠ ᠬᠣᠱᠢᠭᠣᠨ᠎ᠤ ᠠᠷᠠᠳ᠎ᠤᠨ ᠵᠠᠰᠠᠭ᠎ᠤᠨ ᠤᠷᠳᠣᠨ