ᠰᠤᠨᠢᠨ ᠮᠡᠳᠡᠭᠡ   -   ᠦᠨᠳᠦᠰᠦᠨ ᠱᠠᠲᠥᠨ᠎ᠤ ᠰᠣᠨᠣᠰᠬᠠᠯ
ᠡᠵᠡᠨ ᠬᠤᠷᠤᠭ᠎ᠠ ᠬᠣᠰᠢᠭᠤᠨ᠎ᠤ ᠨᠠᠨ ᠶᠤᠸᠠᠨ ᠨᠡᠶ᠋ᠢᠭᠡᠮ ᠲᠣᠭᠣᠷᠢᠭ ᠨᠠᠰᠤᠲᠠᠶ᠋ᠢᠴᠤᠳ᠎ᠤᠨ ᠬᠠᠮᠲᠤ ᠵᠢᠨ ᠲᠥᠷᠥᠭᠰᠡᠨ ᠡᠳᠦᠷ᠎ᠤᠨ ᠪᠠᠶᠠᠷ᠎ᠢ ᠪᠡᠯᠭᠡᠯᠡᠬᠦ ᠠᠵᠢᠯᠯᠠᠭ᠎ᠠ ᠦᠷᠨᠢᠭᠦᠯᠪᠡ
ᠨᠡᠶ᠋ᠢᠲᠡᠯᠡᠭᠰᠡᠨ ᠴᠠᠭ᠄ 2025-03-27


      ᠨᠠᠰᠤᠲᠠᠶ᠋ᠢᠴᠤᠳ᠎ᠤᠨ ᠬᠡᠷᠡᠭᠴᠡᠭᠡ ᠱᠠᠭ᠋ᠠᠷᠳᠠᠯᠭ᠎ᠠ᠎ᠳᠤ ᠴᠢᠭᠯᠡᠭᠦᠯᠵᠦ 《ᠨᠠᠰᠤᠲᠠᠶ᠋ᠢᠴᠤᠳ᠎ᠲᠤ ᠦᠢ᠍ᠯᠡᠴᠢᠯᠡᠬᠦ》 ᠵᠢ ᠦᠨᠡᠨ ᠬᠦ᠌ ᠲᠦᠯᠬᠢᠨ ᠠᠬᠢᠭᠤᠯᠵᠤ᠂ ᠨᠠᠰᠤᠲᠠᠨ ᠵᠶ᠋ᠠᠨ ᠬᠦᠨᠳᠤᠯᠡᠨ᠂ ᠨᠠᠰᠤᠲᠠᠨ ᠵᠶ᠋ᠠᠨ ᠬᠠᠪᠰᠤᠷᠬᠤ ᠰᠠᠶ᠋ᠢᠨ ᠰᠠᠶ᠋ᠢᠬᠠᠨ ᠠᠬᠤᠢ ᠪᠠᠶ᠋ᠢᠳᠠᠯ᠎ᠢ ᠪᠣᠢ ᠪᠣᠯᠭ᠋ᠠᠬᠤ ᠵᠢᠨ ᠲᠦᠯᠦᠭᠡ᠂ 2 ᠳ᠋ᠤᠭ᠋ᠠᠷ ᠰᠠᠷ᠎ᠠ ᠵᠢᠨ 26᠎ᠤ ᠡᠳᠦᠷ᠂ ᠡᠵᠡᠨ ᠬᠤᠷᠤᠭ᠎ᠠ ᠬᠣᠰᠢᠭᠤᠨ᠎ᠤ ᠨᠠᠨ ᠶᠤᠸᠠᠨ ᠨᠡᠶ᠋ᠢᠭᠡᠮ ᠲᠣᠭᠣᠷᠢᠭ 《ᠲᠠᠯᠠᠷᠬᠠᠯ᠎ᠤᠨ ᠡᠳᠦᠷ ᠲᠡᠭᠷᠢ ᠵᠢᠨ ᠨᠠᠷᠠ ᠵᠢ ᠬᠠᠮᠲᠤᠪᠠᠷ ᠡᠳ᠋ᠯᠡᠬᠦ》 ᠨᠠᠰᠤᠲᠠᠶ᠋ᠢᠴᠤᠳ᠎ᠤᠨ ᠲᠥᠷᠥᠭᠰᠡᠨ ᠡᠳᠦᠷ᠎ᠤᠨ ᠪᠠᠶᠠᠷ᠎ᠢ ᠪᠡᠯᠭᠡᠯᠡᠬᠦ ᠠᠵᠢᠯᠯᠠᠭ᠎ᠠ ᠦᠷᠨᠢᠭᠦᠯᠵᠡᠢ᠃
      ᠲᠥᠷᠥᠭᠰᠡᠨ ᠡᠳᠦᠷ᠎ᠤᠨ ᠪᠠᠶᠠᠷ᠎ᠢ ᠬᠠᠮᠲᠤᠪᠡᠷ ᠪᠡᠯᠭᠡᠯᠡᠬᠦ ᠠᠵᠢᠯᠯᠠᠭ᠎ᠠ᠎ᠨᠢ ᠡᠷᠡᠭᠦᠯ ᠮᠡᠨᠳᠦ ᠵᠢᠨ ᠠᠰᠠᠭᠤᠯᠲᠠ ᠬᠠᠷᠢᠭᠤᠯᠲᠠ ᠵᠢᠨ ᠲᠣᠭᠯᠠᠭ᠋ᠠᠮ ᠵᠶ᠋ᠠᠷ ᠬᠥᠰᠢᠭᠡ᠎ᠪᠠᠨ  ᠨᠡᠭᠡᠭᠡᠵᠦ᠂ ᠠᠬᠤᠢ ᠲᠠᠯᠠᠪᠠᠢ ᠵᠢᠨ ᠠᠭᠤᠷ ᠠᠮᠢᠰᠬᠤᠯ ᠮᠠᠰᠢ ᠬᠥᠷ ᠬᠥᠭᠵᠢᠶᠡᠨ᠎ᠲᠠᠢ ᠪᠠᠶ᠋ᠢᠵᠤ᠂ ᠨᠠᠰᠤᠲᠠᠶ᠋ᠢᠴᠤᠳ ᠢᠳᠡᠪᠬᠢᠲᠡᠢ᠎ᠪᠠᠷ ᠣᠷᠣᠯᠴᠠᠵᠤ᠂ ᠠᠰᠠᠭᠤᠯᠲᠠ ᠵᠢ ᠵᠦᠪ ᠬᠠᠷᠢᠭᠤᠯᠤᠭᠰᠠᠨ᠎ᠳᠤᠨᠢ ᠰᠣᠷᠣᠭᠣᠯ ᠲᠠᠯᠪᠢᠬᠤ ᠮᠠᠰᠢᠨ᠎ᠢ ᠪᠡᠯᠡᠭ ᠪᠣᠯᠭ᠋ᠠᠨ ᠭᠠᠷᠳᠠᠭᠤᠯᠪᠠ᠃ ᠠᠰᠠᠭᠤᠯᠲᠠ ᠬᠠᠷᠢᠭᠤᠯᠲᠠ ᠵᠢᠨ ᠲᠤᠭᠯᠠᠭ᠋ᠠᠮ᠎ᠨᠢ ᠡᠷᠡᠭᠦᠯ ᠮᠡᠨᠳᠦ ᠵᠢᠨ ᠮᠡᠳᠡᠯᠭᠡ ᠵᠢ ᠲᠦᠭᠡᠮᠡᠯᠵᠢᠭᠦᠯᠬᠦ᠎ᠪᠠᠷ ᠪᠠᠷᠠᠬᠤ ᠦᠭᠡᠢ ᠲᠤᠰ ᠪᠡᠶ᠎ᠡ ᠵᠢᠨ ᠡᠷᠡᠭᠦᠯ ᠮᠡᠨᠳᠦ ᠵᠢᠨ ᠪᠠᠶ᠋ᠢᠳᠠᠯ ᠵᠶ᠋ᠠᠨ ᠨᠡᠩ ᠰᠠᠢ᠌ᠨ ᠣᠶ᠋ᠢᠯᠠᠭ᠋ᠠᠬᠤ᠎ᠳᠤ ᠠᠰᠢᠭᠲᠠᠢ ᠶᠤᠮ᠃ ᠨᠡᠢ᠌ᠭᠡᠮ ᠲᠤᠭᠤᠷᠢᠭ᠎ᠤᠨ ᠠᠵᠢᠯᠲᠠᠳ᠎ᠠᠴᠠ ᠪᠡᠯᠡᠳᠭᠡᠭᠰᠡᠨ ᠦᠨᠳᠡᠭᠡᠨ ᠪᠤᠤᠪᠤ᠎ᠪᠠᠨ ᠨᠠᠰᠤᠳᠠᠢ᠌ᠴᠤᠳ᠎ᠤᠨ ᠡᠮᠤᠨ᠎ᠠ ᠬᠦᠷᠭᠡᠨ ᠢᠷᠡᠬᠦ᠎ᠳᠤ᠂  ᠨᠠᠰᠤᠳᠠᠢ᠌ᠴᠤᠳ ᠨᠢᠳᠦ᠎ᠪᠠᠨ ᠠᠨᠢᠨ᠂ ᠰᠠᠶ᠋ᠢᠨ ᠰᠠᠢ᠌ᠬᠠᠨ ᠬᠦᠰᠡᠯ ᠢᠷᠦᠭᠡᠯ ᠵᠶ᠋ᠡᠨ ᠲᠠᠭ᠋ᠠᠳᠬᠠᠵᠤ᠂ ᠠᠬᠤᠢ ᠲᠠᠯᠠᠪᠠᠢ ᠮᠠᠰᠢ ᠬᠠᠯᠠᠭᠤᠨ ᠳᠣᠲᠣᠨᠣᠰᠣᠭ ᠪᠠᠢ᠌ᠪᠠ᠃
      ᠲᠠᠷᠠᠭ᠎ᠠ᠎ᠨᠢ᠂ ᠠᠵᠢᠯᠳᠠᠳ᠎ᠠᠴᠠ ᠲᠦᠷᠦᠭᠰᠡᠨ ᠡᠳᠤᠷ᠎ᠤᠨ ᠭᠤᠯᠢᠷ ᠬᠤᠭᠤᠯᠠ ᠵᠢ ᠪᠡᠯᠡᠳᠭᠡᠨ ᠦᠭᠴᠦ᠂ ᠣᠯᠠᠨ ᠵᠶ᠋ᠠᠷ ᠵᠶ᠋ᠠᠨ ᠢᠳᠡᠬᠦ ᠵᠢᠨ ᠳᠠᠭ᠋ᠠᠤ ᠡᠷᠡᠬᠡᠢ᠎ᠪᠠᠨ ᠭᠣᠵᠣᠶ᠋ᠢᠯᠭ᠋ᠠᠨ᠄ 《ᠲᠣᠩ ᠠᠮᠲᠠᠲᠠᠢ ᠪᠠᠢ᠌ᠨ᠎ᠠ᠂ ᠡᠨᠡ ᠠᠶᠠᠭ᠎ᠠ ᠤᠷᠲᠤ ᠨᠠᠰᠤᠯᠠᠬᠤ ᠭᠤᠯᠢᠷ᠎ᠢ ᠢᠳᠡᠪᠡᠯ ᠬᠣᠵᠢᠮ᠎ᠤᠨ ᠠᠮᠢᠳᠤᠷᠠᠯ ᠯᠠᠪᠳᠠᠢ ᠤᠷᠤᠭᠰᠢ᠎ᠲᠠᠢ ᠰᠠᠢ᠌ᠨ ᠰᠠᠢ᠌ᠬᠠᠨ ᠪᠣᠯᠣᠨ᠎ᠠ》 ᠭᠡᠮᠡᠨ ᠪᠠᠶᠠᠷᠳᠠᠢ᠌ᠬᠠᠨ ᠶᠠᠷᠢᠵᠠᠭ᠋ᠠᠨ᠎ᠠ᠃
                                   

ᠢᠷᠡᠯᠲᠡ᠄ ᠡᠵᠡᠨ ᠬᠤᠷᠤᠭ᠎ᠠ ᠬᠤᠰᠢᠭᠤᠨ᠎ᠤ ᠠᠷᠠᠳ᠎ᠤᠨ ᠵᠠᠰᠠᠭ᠎ᠤᠨ ᠤᠷᠳᠤᠨ